首页歌词搜索

Tsengelt Zaluus歌词

Tsengelt Zaluus歌词
作者字典 时间2025-12-11 14:14:53
作词 : Uyunchimeg
作曲 : Burenbayar
ᠴᠡᠩᠭᠡᠯᠲᠤ ᠵᠠᠯᠠᠭᠤᠰ
ᠰᠢᠯᠦᠭ᠄ ᠤᠶᠤᠨᠴᠢᠮᠡᠭ
ᠠᠶᠠᠯᠭᠤ᠄ ᠪᠦᠷᠡᠨᠪᠠᠶᠠᠷ
ᠳᠠᠭᠤᠴᠢᠨ᠄ ᠰᠠᠬᠢᠶ᠎ᠠ
ᠬᠦᠷᠡᠩ ᠽᠠᠨᠳᠠᠨ ᠮᠤᠷᠢᠨ ᠳ᠋ᠤ ᠪᠡᠨ ᠮᠤᠷᠳᠠᠭᠠᠳ
ᠭᠠᠨᠵᠤᠭ᠎ᠠ ᠰᠠᠳᠠᠷᠠᠮ᠎ᠠ ᠰᠠᠶ᠋ᠢᠪᠤᠷᠯᠠᠭᠤᠯᠤᠨ᠎ᠠ ᠬᠦ᠋
ᠬᠦᠳᠡᠭᠡ ᠨᠤᠲᠤᠭ ᠵᠢᠠᠨ ᠪᠠᠬᠠᠷᠤᠨ ᠬᠠᠶ᠋ᠢᠷᠠᠯᠠᠭᠠᠳ
ᠬᠦᠰᠡᠯᠡᠩᠲᠤ ᠢᠷᠡᠭᠡᠳᠤᠢ ᠪᠡᠨ ᠳᠠᠭᠤᠯᠠᠵᠤ ᠶᠠᠪᠤᠨ᠎ᠠ
·
ᠬᠥᠭᠡᠷᠦᠬᠦᠨ ᠬᠠᠷ᠎ᠠ ᠮᠤᠷᠢᠨ ᠳ᠋ᠤ ᠪᠡᠨ ᠮᠣᠷᠳᠠᠭᠠᠳ
ᠵᠢᠯᠤᠭᠤ ᠰᠤᠩᠭᠠᠨ ᠨᠢᠰᠭᠡᠵᠤ ᠶᠠᠪᠤᠨ᠎ᠠ ᠬᠦ᠋
ᠬᠦᠭᠵᠢᠯ ᠵᠢᠷᠭᠠᠯ ᠵᠢᠠᠨ ᠴᠣᠭᠴᠠᠯᠠᠨ ᠬᠤᠶᠠᠭᠤᠯᠠ ᠪᠠᠨ
ᠵᠢᠷᠤᠮ ᠨᠠᠶ᠋ᠢᠷ ᠲᠠᠢ ᠴᠡᠩᠭᠡᠵᠤ ᠶᠠᠪᠤᠨ᠎ᠠ
ᠬᠦᠭᠵᠢᠯ ᠵᠢᠷᠭᠠᠯ ᠵᠢᠠᠨ ᠴᠣᠭᠴᠠᠯᠠᠨ ᠬᠤᠶᠠᠭᠤᠯᠠ ᠪᠠᠨ
ᠵᠢᠷᠤᠮ ᠨᠠᠶ᠋ᠢᠷ ᠲᠠᠢ ᠴᠡᠩᠭᠡᠵᠤ ᠶᠠᠪᠤᠨ᠎ᠠ
·
ᠪᠤᠭᠤᠨ ᠴᠤᠬᠤᠷ ᠮᠤᠷᠢᠨ ᠳ᠋ᠤ ᠪᠡᠨ ᠮᠣᠷᠳᠠᠭᠠᠳ
ᠵᠤᠤᠵᠠᠢ ᠬᠣᠯᠪᠣᠨ ᠬᠠᠯᠭᠢᠭᠤᠯᠵᠤ ᠶᠠᠪᠤᠨ᠎ᠠ ᠬᠦ᠋
ᠪᠤᠶᠠᠨ ᠵᠠᠶᠠᠭ᠎ᠠ ᠲᠡᠢ ᠠᠮᠢᠳᠤᠷᠠᠯ ᠵᠢᠠᠨ ᠬᠤᠯᠪᠤᠭᠠᠳ
ᠵᠤᠨ ᠪ ᠨᠠᠷᠠᠨ ᠰᠢᠭ ᠲᠤᠶᠠᠭᠠᠷᠠᠵᠤ ᠶᠠᠪᠤᠨ᠎ᠠ
ᠪᠤᠶᠠᠨ ᠵᠠᠶᠠᠭ᠎ᠠ ᠲᠡᠢ ᠠᠮᠢᠳᠤᠷᠠᠯ ᠵᠢᠠᠨ ᠬᠤᠯᠪᠤᠭᠠᠳ
ᠵᠤᠨ ᠪ ᠨᠠᠷᠠᠨ ᠰᠢᠭ ᠲᠤᠶᠠᠭᠠᠷᠠᠵᠤ ᠶᠠᠪᠤᠨ᠎ᠠ
ᠵᠤᠨ ᠪ ᠨᠠᠷᠠᠨ ᠰᠢᠭ ᠲᠤᠶᠠᠭᠠᠷᠠᠵᠤ ᠶᠠᠪᠤᠨ᠎ᠠ

友情链接 交换友情链接:16322022